歌词
ᠰᠠᠨᠠᠵᠦ ᠶᠠᠪᠤᠬᠤ ᠡᠵᠢ
ᠮᠣᠩᠭᠣᠯ ᠤᠨ ᠴᠢᠯᠠᠭᠤᠨ ᠴᠢᠮᠡᠭ ᠳᠠᠭᠤᠯᠠᠨ᠎ᠠ
ᠠᠴᠢᠲᠤ ᠡᠵᠢ ᠲᠠᠨ ᠢ ᠪᠡᠨ ᠰᠠᠨᠠᠵᠦ ᠵᠡᠭᠦᠳᠦᠯᠡᠵᠦ ᠶᠠᠪᠤᠯ᠎ᠠ ᠳ᠋ᠠ
ᠠᠯᠤᠰ ᠬᠣᠯᠠ ᠶᠢᠨ ᠨᠤᠲᠤᠭ ᠡᠴᠡ ᠣᠴᠢᠵᠦ ᠠᠮᠵᠢᠬᠤ ᠦᠭᠡᠢ ᠯᠠ ᠪᠠᠢᠨ᠎ᠠ ᠳ᠋ᠠ
ᠰᠠᠨᠠᠭᠰᠠᠨ ᠢᠶᠠᠷ ᠪᠢᠰᠢ ᠳ᠋ᠧ ᠬᠣᠷᠸ᠎ᠠ ᠪᠣᠯᠬᠤ ᠦᠭᠡᠢ ᠯᠠ ᠶᠤᠮ ᠡᠵᠢ ᠡ
ᠰᠠᠢᠨ ᠶᠠᠪᠤᠨ᠎ᠠ ᠭᠡᠳᠡᠭ ᠲᠦ ᠮᠢᠨᠢ ᠡᠷᠡᠬᠡᠯᠵᠡᠯ ᠦᠭᠡᠢ ᠢᠲᠡᠭᠡᠭᠡᠷᠡᠢ

ᠪᠤᠶᠠᠨ ᠲᠠᠢ ᠡᠵᠢ ᠲᠠᠨ ᠢ ᠪᠡᠨ ᠰᠠᠨᠠᠵᠦ ᠵᠡᠭᠦᠳᠦᠯᠡᠵᠦ ᠶᠠᠪᠤᠯ᠎ᠠ ᠳ᠋ᠠ
ᠪᠣᠮᠠᠨ ᠪᠡᠷ᠎ᠡ ᠶᠢᠨ ᠠᠯᠤᠰ ᠡᠴᠡ ᠣᠴᠢᠵᠦ ᠠᠮᠵᠢᠬᠤ ᠦᠭᠡᠢ ᠯᠠ ᠪᠠᠢᠨ᠎ᠠ ᠳ᠋ᠠ
ᠪᠣᠳᠠᠩᠲᠤ ᠠᠭᠤᠯᠠᠰ ᠤᠨ ᠳᠤᠮᠳᠠ ᠡᠴᠡ ᠠᠯᠤᠰ ᠢ ᠬᠠᠷᠠᠭᠤᠯᠳᠠᠨ ᠰᠠᠭᠤᠭ᠎ᠠ
ᠪᠤᠭᠤᠷᠤᠯ ᠡᠵᠢ ᠳᠡᠬᠡᠨ ᠪᠢ ᠴᠢᠨᠢ ᠣᠷᠴᠢᠯᠠᠩ ᠤᠨ ᠰᠠᠢᠬᠠᠨ ᠦᠷ᠎ᠡ ᠨᠢ ᠳ᠋ᠧ

ᠴᠠᠭᠠᠨ ᠰᠦ ᠶᠢᠨ ᠳᠡᠭᠡᠵᠢ ᠪᠡᠨ ᠪᠣᠷᠬᠠᠨ ᠳᠠᠭᠠᠨ ᠡᠷᠭᠦᠳᠡᠭ
ᠴᠠᠢᠯᠭᠠᠨ ᠰᠡᠳᠬᠢᠯᠲᠦ ᠡᠵᠢ ᠶᠢ ᠪᠡᠨ ᠰᠠᠨᠠᠵᠤ ᠣᠴᠢᠭᠠᠳ ᠵᠣᠯᠭᠠᠨ᠎ᠠ ᠳ᠋ᠠ
ᠰᠦᠨ ᠰᠠᠴᠤᠯᠢ ᠪᠠᠨ ᠡᠷᠭᠦᠭᠡᠳ ᠬᠦᠦ ᠪᠡᠨ ᠬᠦᠯᠢᠶᠡᠵᠦ ᠰᠠᠭᠤᠭ᠎ᠠ
ᠰᠠᠢᠬᠠᠨ ᠡᠵᠢ ᠲᠠᠨ ᠢ ᠪᠡᠨ ᠡᠨᠡ ᠯᠠ ᠨᠠᠰᠤ ᠪᠠᠷ ᠢᠶᠡᠨ ᠬᠠᠢᠷᠠᠯᠠᠨ᠎ᠠ
ᠰᠦᠨ ᠰᠠᠴᠤᠯᠢ ᠪᠠᠨ ᠡᠷᠭᠦᠭᠡᠳ ᠬᠦᠦ ᠪᠡᠨ ᠬᠦᠯᠢᠶᠡᠵᠦ ᠰᠠᠭᠤᠭ᠎ᠠ
ᠰᠠᠢᠬᠠᠨ ᠡᠵᠢ ᠲᠠᠨ ᠢ ᠪᠡᠨ ᠡᠨᠡ ᠯᠠ ᠨᠠᠰᠤ ᠪᠠᠷ ᠢᠶᠡᠨ ᠬᠠᠢᠷᠠᠯᠠᠨ᠎ᠠ
ᠰᠠᠨᠠᠭᠰᠠᠨ ᠢᠶᠠᠷ ᠪᠢᠰᠢ ᠳ᠋ᠧ ᠬᠣᠷᠸ᠎ᠠ ᠪᠣᠯᠬᠤ ᠦᠭᠡᠢ ᠯᠠ ᠶᠤᠮ ᠡᠵᠢ ᠡ
ᠰᠠᠢᠨ ᠶᠠᠪᠤᠨ᠎ᠠ ᠭᠡᠳᠡᠭ ᠲᠦ ᠮᠢᠨᠢ ᠡᠷᠡᠬᠡᠯᠵᠡᠯ ᠦᠭᠡᠢ ᠢᠲᠡᠭᠡᠭᠡᠷᠡᠢ
ᠰᠠᠢᠨ ᠶᠠᠪᠤᠨ᠎ᠠ ᠭᠡᠳᠡᠭ ᠲᠦ ᠮᠢᠨᠢ ᠡᠷᠡᠬᠡᠯᠵᠡᠯ ᠦᠭᠡᠢ ᠢᠲᠡᠭᠡᠭᠡᠷᠡᠢ
专辑信息
1.Sanaandgui Uchirsan Durlal
2.Gantshan Miniih
3.Chamruu Temuulsen Khair
4.Sanaj Yavah Eejii
5.Erhemseg
6.Huu Min Ireerei
7.Hos Orchlon
8.Zuudnii Amrag
9.Ohin Ur Min