歌词
ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ
ᠮᠣᠩᠭᠣᠯ ᠤᠨ ᠴᠢᠯᠠᠭᠤᠨ ᠴᠢᠮᠡᠭ ᠳᠠᠭᠤᠯᠠᠨ᠎ᠠ
ᠰᠠᠨᠠᠭᠠᠨ ᠳᠤ ᠦᠭᠡᠢ ᠤᠴᠠᠷᠠᠭᠠᠳ ᠳᠤᠷᠠᠯᠠᠴᠢᠬᠠᠬᠤ ᠶᠤᠮ ᠭᠡᠵᠦ
ᠰᠠᠨᠠᠭᠰᠠᠨ ᠦᠭᠡᠢ᠂ ᠪᠣᠳᠤᠭᠰᠠᠨ ᠦᠭᠡᠢ᠂ ᠵᠡᠭᠦᠳᠦᠯᠡᠭᠰᠡᠨ ᠦᠭᠡᠢ
ᠰᠠᠯᠬᠢᠨ ᠳᠤ ᠬᠡᠢᠰᠦᠭᠡᠳ ᠢᠷᠡᠴᠢᠬᠡᠬᠦ ᠶᠤᠮ ᠭᠡᠵᠦ
ᠰᠠᠷ᠎ᠠ ᠰᠢᠭ᠋ ᠮᠦᠩᠬᠡᠷᠡᠭᠡᠳ ᠭᠡᠢᠴᠢᠬᠡᠬᠦ ᠶᠤᠮ ᠭᠡᠵᠦ
ᠳᠠᠭᠤᠨ ᠳᠤ ᠴᠢ ᠬᠠᠷᠢᠨ ᠠᠶᠠᠯᠭᠤ ᠨᠢ ᠪᠠᠢᠳᠠᠭ ᠡ
ᠳᠠᠯᠠᠢ ᠴᠢ ᠭᠠᠭᠴᠠᠬᠠᠨ ᠰᠣᠪᠣᠳ ᠨᠢ ᠪᠣᠯᠳᠠᠭ ᠡ
ᠬᠦᠭᠵᠢᠮ ᠳᠦ ᠴᠢ ᠬᠠᠷᠢᠨ ᠡᠬᠡᠰᠢᠭ ᠨᠢ ᠪᠠᠢᠳᠠᠭ ᠡ
ᠬᠠᠪᠤᠷ ᠲᠤ ᠴᠢ ᠡᠷᠬᠡᠯᠡᠵᠦ ᠢᠷᠭᠤᠢ ᠨᠢ ᠪᠣᠯᠳᠠᠭ
ᠰᠠᠨᠠᠭᠰᠠᠨ ᠦᠭᠡᠢ᠂ ᠪᠣᠳᠤᠭᠰᠠᠨ ᠦᠭᠡᠢ᠂ ᠵᠡᠭᠦᠳᠦᠯᠡᠭᠰᠡᠨ ᠦᠭᠡᠢ
ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ ᠮᠢᠨᠢ ᠳ᠋ᠡ
ᠭᠡᠨᠡᠬᠡᠨ ᠠᠭᠤᠯᠵᠠᠭᠠᠳ ᠬᠠᠢᠷᠠᠯᠠᠴᠢᠬᠠᠬᠤ ᠶᠤᠮ ᠭᠡᠵᠦ
ᠭᠡᠮᠰᠢᠭᠰᠡᠨ ᠦᠭᠡᠢ᠂ ᠬᠠᠷᠠᠮᠰᠠᠭᠰᠠᠨ ᠦᠭᠡᠢ᠂ ᠤᠶᠠᠷᠠᠴᠢᠬᠠᠯᠠ
ᠪᠣᠷᠣᠭ᠎ᠠ ᠰᠢᠭ᠋ ᠰᠢᠪᠡᠷᠡᠭᠡᠳ ᠵᠣᠭᠰᠤᠭᠰᠠᠨ ᠦᠭᠡᠢ
ᠴᠠᠰᠤ ᠰᠢᠭ᠋ ᠪᠣᠲᠠᠷᠠᠭᠠᠳ ᠤᠨᠠᠯ᠎ᠠ ᠬᠥ᠋
ᠳᠠᠭᠤᠨ ᠳᠤ ᠴᠢ ᠬᠠᠷᠢᠨ ᠠᠶᠠᠯᠭᠤ ᠨᠢ ᠪᠠᠢᠳᠠᠭ ᠡ
ᠳᠠᠯᠠᠢ ᠴᠢ ᠭᠠᠭᠴᠠᠬᠠᠨ ᠰᠣᠪᠣᠳ ᠨᠢ ᠪᠣᠯᠳᠠᠭ ᠡ
ᠬᠦᠭᠵᠢᠮ ᠳᠦ ᠴᠢ ᠬᠠᠷᠢᠨ ᠡᠬᠡᠰᠢᠭ ᠨᠢ ᠪᠠᠢᠳᠠᠭ ᠡ
ᠬᠠᠪᠤᠷ ᠲᠤ ᠴᠢ ᠡᠷᠬᠡᠯᠡᠵᠦ ᠢᠷᠭᠤᠢ ᠨᠢ ᠪᠣᠯᠳᠠᠭ
ᠰᠠᠨᠠᠭᠰᠠᠨ ᠦᠭᠡᠢ᠂ ᠪᠣᠳᠤᠭᠰᠠᠨ ᠦᠭᠡᠢ᠂ ᠵᠡᠭᠦᠳᠦᠯᠡᠭᠰᠡᠨ ᠦᠭᠡᠢ
ᠰᠠᠨᠠᠭᠠᠨ ᠳᠤ ᠦᠭᠡᠢ ᠤᠴᠠᠷᠠᠭᠰᠠᠨ ᠳᠤᠷᠠᠯᠠᠯ ᠮᠢᠨᠢ ᠳ᠋ᠡ
ᠵᠠᠭᠤᠷᠠᠬᠠᠨ ᠳᠣᠲᠣᠨᠣᠰᠢᠭᠠᠳ ᠳᠠᠰᠴᠢᠬᠠᠬᠤ ᠶᠤᠮ ᠭᠡᠵᠦ
ᠵᠣᠷᠢᠭᠯᠠᠭᠰᠠᠨ ᠦᠭᠡᠢ᠂ ᠵᠢᠷᠦᠬᠡᠯᠡᠭᠰᠡᠨ ᠦᠭᠡᠢ᠂ ᠭᠠᠢᠬᠠᠰᠢᠷᠠᠯᠠ
ᠵᠤᠨ ᠰᠢᠭ᠋ ᠴᠡᠴᠡᠭᠯᠡᠭᠡᠳ ᠳᠡᠯᠭᠡᠷᠡᠴᠢᠬᠡᠬᠦ ᠶᠤᠮ ᠭᠡᠵᠦ
ᠵᠢᠷᠤᠭ ᠰᠢᠭ᠋ ᠭᠣᠶᠤᠭᠠᠳ ᠦᠯᠡᠳᠡᠴᠢᠬᠡ ᠶᠤᠮ ᠭᠡᠵᠦ

专辑信息