歌词
ᠶᠢᠰᠤᠭᠡᠢ ᠪᠡᠯᠭᠦᠲᠡᠢ
ᠬᠠᠰᠪᠤᠯᠤᠣᠨ
ᠨᠢᠭᠤᠷ ᠲᠡᠭᠡᠨ ᠭᠠᠯ ᠲᠠᠢ ᠭᠥᠪᠡᠭᠦᠨ
ᠶᠢᠰᠤᠭᠡᠢ ᠪᠠᠭᠠᠲᠤᠷ ᠤᠨ ᠪᠡᠯᠭᠦᠲᠡᠢ
ᠨᠢᠲᠤᠨ ᠳᠡᠭᠡᠨ ᠴᠤᠭ ᠲᠠᠢ ᠡᠷ᠎ᠡ
ᠶᠡᠭᠡ ᠮᠤᠩᠭᠤᠯ ᠤᠨ ᠪᠡᠯᠭᠦᠲᠡᠢ
ᠨᠢᠭᠦᠯ ᠪᠤᠶᠠᠨ ᠶᠢ ᠢᠯᠭᠠᠲᠠᠭ
ᠡᠭᠡ ᠶᠢᠨ ᠰᠤᠷᠭᠠᠯ ᠪᠡᠯᠭᠦᠲᠡᠢ
ᠨᠥᠭᠦᠷ ᠲᠠᠶᠢᠰᠤᠨ ᠶᠢ ᠰᠢᠯᠭᠠᠲᠠᠭ
ᠡᠴᠢᠭᠡ ᠶᠢᠨ ᠵᠠᠷᠯᠢᠭ ᠪᠡᠯᠭᠦᠲᠡᠢ
ᠴᠢᠩᠭᠢᠰ ᠬᠠᠭᠠᠨ ᠠᠶᠢᠯᠠᠬᠠᠷᠤᠨ᠄
ᠪᠡᠯᠭᠦᠲᠠᠢ ᠶᠢᠨ ᠪᠥᠭᠡ᠂ ᠬᠠᠰᠠᠷ ᠤᠨ ᠬᠠᠷᠪᠤᠯᠭ᠎ᠠ ᠪᠠᠷ
ᠠᠯᠲᠠᠨ ᠲᠥᠷᠥ ᠮᠢᠨᠢ ᠲᠤᠭᠲᠤᠨᠢᠵᠤᠬᠤᠢ︕
ᠪᠥᠭᠡ ᠪᠡᠯᠭᠦᠲᠡᠢ᠂ ᠪᠥᠭᠡ ᠪᠡᠯᠭᠦᠲᠡᠢ
ᠠᠪᠤᠷᠭᠤ ᠪᠡᠯᠭᠦᠲᠡᠢ ᠠᠯᠲᠠᠷᠰᠢᠵᠤᠬᠤᠢ︕
ᠠᠪᠠᠭ᠎ᠠ ᠠᠪᠠᠭᠠᠨᠠᠷ ᠤᠨ ᠲᠡᠭᠡᠲᠤᠰ
ᠭᠥᠭᠡ ᠰᠤᠲᠤᠷ ᠤᠨ ᠪᠡᠯᠭᠦᠲᠡᠢ
ᠠᠶᠤᠯᠲᠤ ᠲᠠᠶᠢᠨ ᠤ ᠲᠠᠷᠤᠯᠭ᠎ᠠ
ᠠᠮᠢᠨ ᠪᠥᠭᠡ ᠪᠡᠯᠭᠦᠲᠡᠢ
ᠠᠯᠲᠠᠵᠤ ᠤᠨᠤᠬᠤ ᠶᠢᠨ ᠤᠷᠴᠢᠯᠠᠩ
ᠭᠡᠴᠡᠭᠦᠥ ᠨᠡᠷᠡᠲᠤ ᠪᠡᠯᠭᠦᠲᠠᠢ
ᠠᠮᠨ ᠲᠠᠮᠵᠢᠨ ᠵᠠᠯᠪᠠᠷᠢᠭᠰᠡᠨ
ᠠᠭᠤᠣ ᠰᠢᠲᠤᠭᠡᠨ ᠪᠡᠯᠭᠦᠲᠡᠢ
︿ᠲᠠᠭᠢᠯᠲᠡ﹀
ᠠᠯᠲᠠᠨ ᠲᠡᠯᠡᠭᠡᠢ ᠶᠢ ᠡᠵᠡᠯᠡᠭᠰᠡᠨ
ᠴᠢᠩᠭᠢᠰ ᠤᠨ ᠨᠢᠭᠡᠨ ᠵᠢᠭᠦᠷ
ᠠᠯᠲᠠᠷ ᠴᠤᠯᠨ ᠮᠥᠡᠭᠭᠡᠷᠡᠭᠰᠡᠨ
ᠮᠤᠩᠭᠤᠯ ᠲᠥᠷᠥ ᠶᠢᠨ ᠲᠤᠯᠭᠠᠭᠤᠷᠢ
ᠠᠤᠭ᠎ᠠ ᠭᠥᠴᠤᠨ ᠤ ᠭᠠᠶᠢᠬᠠᠮᠰᠢᠭᠲᠤ
ᠠᠪᠤᠷᠭᠤ ᠪᠥᠭᠡ ᠪᠡᠯᠭᠦᠲᠠᠢ
ᠤᠯᠤᠰ ᠲᠥᠮᠡᠨ ᠤ ᠤᠮᠤᠭᠰᠢᠯᠲᠤ
ᠤᠬᠠᠭᠠᠨ ᠲᠡᠭᠦᠰ ᠪᠡᠯᠭᠦᠲᠡᠢ
︿ᠲᠠᠭᠢᠯᠲᠡ﹀
歌词大意:
YOSGEI BILGUDDAI(别力古台)
征战世界时成吉思汗的左膀右臂 别力古台
建造汗国统治欧亚时的栋梁之臣 别力古台
永垂史册的黄金家族之常胜将军 别力古台
智勇双全力大无比的草原之骄子 别力古台
专辑信息