歌曲 / 歌词

Holiin Nutag 浩林努特格

Maj7_MusicListen on Apple Music

歌词

ᠬᠣᠯᠠ ᠶ᠋ᠢᠨ ᠨᠤᠲᠤᠭ
1.
ᠰᠠᠴᠤᠯᠢ ᠪᠠᠨ ᠡᠷᠭᠦᠭᠰᠡᠨ ᠡᠵᠢ ᠶ᠋ᠢᠨ ᠪᠠᠷ᠎ᠠ
ᠲᠡᠷᠲᠡᠭᠡ ᠬᠣᠯᠠ ᠠ᠋ᠴᠠ ᠰᠦᠮᠡᠯᠵᠡᠭᠡᠳ ᠪᠠᠢᠨ᠎ᠠ
ᠤᠷᠭ᠎ᠠ  ᠪᠡᠨ ᠪᠠᠷᠢᠭᠰᠠᠨ ᠠᠪᠤ ᠶ᠋ᠢᠨ ᠪᠠᠷ᠎ᠠ
ᠨᠣᠶ᠋ᠢᠷ  ᠬᠤᠯᠵᠢᠭᠤᠯᠤᠨ ᠪᠣᠳᠣᠭᠳᠠᠬᠤ  ᠶᠤᠮ
ᠨᠤᠲᠤᠭ ᠢ᠋ᠶ᠋ᠠᠨ ᠰᠠᠨᠠᠭᠠᠳ
ᠪᠠᠭ᠎ᠠ ᠶ᠋ᠢᠨ ᠦᠶ᠎ᠡ ᠪᠡᠨ ᠳᠤᠷᠠᠰᠤᠭᠠᠳ
ᠵᠡᠭᠦᠳᠦᠨ ᠳ᠋ᠦ᠍ ᠡᠵᠢ ᠮᠢᠨᠢ ᠪᠦᠤᠪᠠᠢ ᠶ᠋ᠢᠨ ᠳᠠᠭᠤᠤ ᠶ᠋ᠢ
ᠳᠠᠭᠤᠯᠠᠭᠠᠳ ᠪᠠᠢᠬᠤ ᠰᠢᠭ᠋
ᠨᠤᠲᠤᠭ ᠢ᠋ᠶ᠋ᠠᠨ ᠰᠠᠨᠠᠭᠠᠳ
ᠪᠠᠭ᠎ᠠ ᠶ᠋ᠢᠨ ᠦᠶ᠎ᠡ ᠪᠡᠨ  ᠳᠠᠭᠤᠯᠠᠭᠠᠳ
ᠵᠡᠭᠦᠳᠦᠨ  ᠳ᠋ᠡᠭᠡᠨ ᠦᠷ᠎ᠡ ᠴᠢᠨᠢ ᠠᠪᠤ ᠳ᠋ᠠᠭᠠᠨ
ᠡᠷᠬᠡᠯᠡᠭᠡᠳ ᠪᠠᠢᠬᠤ ᠰᠢᠭ᠋
ᠲᠡᠷᠲᠡᠭᠡ ᠬᠣᠯᠠ ᠶ᠋ᠢᠨ ᠨᠤᠲᠤᠭ ᠮᠢᠨᠢ
2.
ᠪᠤᠷᠭᠠᠰᠤ ᠵᠠᠢᠳᠠᠯᠠᠭᠰᠠᠨ ᠪᠠᠭ᠎ᠠ ᠶ᠋ᠢᠨ ᠦᠶ᠎ᠡ ᠪᠡᠨ
ᠰᠠᠨᠠᠨ ᠰᠠᠨᠠᠨ ᠳᠤᠷᠠᠰᠬᠤ  ᠶᠤᠮ
ᠵᠢᠷᠭᠠᠬᠤ ᠨᠠᠷᠠᠨ ᠤ᠋ ᠤᠯᠠᠪᠤᠷ ᠲᠤᠶᠠᠭᠠᠨ ᠳ᠋ᠤ᠌
ᠨᠤᠲᠤᠭ ᠤ᠋ᠨ ᠪᠠᠷ᠎ᠠ ᠰᠡᠳᠬᠢᠯ ᠳ᠋ᠦ᠍ ᠮᠢᠨᠢ ᠲᠣᠳᠣᠷᠠᠨ᠎ᠠ
ᠨᠤᠲᠤᠭ ᠢ᠋ᠶ᠋ᠠᠨ ᠰᠠᠨᠠᠭᠠᠳ
ᠪᠠᠭ᠎ᠠ ᠶ᠋ᠢᠨ ᠦᠶ᠎ᠡ ᠪᠡᠨ ᠳᠤᠷᠠᠰᠤᠭᠠᠳ
ᠵᠡᠭᠦᠳᠦᠨ ᠳ᠋ᠦ᠍ ᠡᠵᠢ ᠮᠢᠨᠢ ᠪᠦᠤᠪᠠᠢ ᠶ᠋ᠢᠨ ᠳᠠᠭᠤᠤ ᠶ᠋ᠢ
ᠳᠠᠭᠤᠯᠠᠭᠠᠳ  ᠪᠠᠢᠬᠤ ᠰᠢᠭ᠋
ᠨᠤᠲᠤᠭ ᠢ᠋ᠶ᠋ᠠᠨ ᠰᠠᠨᠠᠭᠠᠳ
ᠪᠠᠭ᠎ᠠ ᠶ᠋ᠢᠨ ᠦᠶ᠎ᠡ ᠪᠡᠨ ᠳᠠᠭᠤᠯᠠᠭᠠᠳ
ᠵᠡᠭᠦᠳᠦᠨ ᠳ᠋ᠡᠭᠡᠨ ᠦᠷ᠎ᠡ ᠴᠢᠨᠢ ᠠᠪᠤ ᠳ᠋ᠠᠭᠠᠨ
ᠡᠷᠬᠡᠯᠡᠭᠡᠳ ᠪᠠᠢᠬᠤ ᠰᠢᠭ᠋
ᠨᠤᠲᠤᠭ ᠢ᠋ᠶ᠋ᠠᠨ ᠰᠠᠨᠠᠭᠠᠳ
ᠪᠠᠭ᠎ᠠ ᠶ᠋ᠢᠨ ᠦᠶ᠎ᠡ ᠪᠡᠨ ᠳᠤᠷᠠᠰᠤᠭᠠᠳ
ᠵᠡᠭᠦᠳᠦᠨ ᠳ᠋ᠦ᠍ ᠡᠵᠢ ᠮᠢᠨᠢ ᠪᠦᠤᠪᠠᠢ ᠶ᠋ᠢᠨ ᠳᠠᠭᠤᠤ ᠶ᠋ᠢ
ᠳᠠᠭᠤᠯᠠᠭᠠᠳ  ᠪᠠᠢᠬᠤ ᠰᠢᠭ᠋
ᠨᠤᠲᠤᠭ ᠢ᠋ᠶ᠋ᠠᠨ ᠰᠠᠨᠠᠭᠠᠳ
ᠪᠠᠭ᠎ᠠ ᠶ᠋ᠢᠨ ᠦᠶ᠎ᠡ ᠪᠡᠨ ᠳᠠᠭᠤᠯᠠᠭᠠᠳ
ᠵᠡᠭᠦᠳᠦᠨ ᠳ᠋ᠡᠭᠡᠨ ᠦᠷ᠎ᠡ ᠴᠢᠨᠢ ᠠᠪᠤ ᠳ᠋ᠠᠭᠠᠨ
ᠡᠷᠬᠡᠯᠡᠭᠡᠳ ᠪᠠᠢᠬᠤ ᠰᠢᠭ᠋
ᠲᠡᠷᠲᠡᠭᠡ ᠬᠣᠯᠠ ᠶ᠋ᠢᠨ ᠨᠤᠲᠤᠭ ᠮᠢᠨᠢ ᠃

更多歌手作品

专辑信息

Maj7_Music →
  1. Eej
  2. Holiin Nutag 浩林努特格
  3. T台成品