歌词
ᠤᠷᠤᠰᠢᠨ ᠠᠮᠢᠳᠤᠷᠠᠬᠤ ᠤᠷᠤᠨ ᠭᠡᠷ ᠮᠢᠨᠢ
ᠤᠷᠤᠢ ᠶ᠋ᠢᠨ ᠰᠢᠳᠤᠭᠡᠨ ᠮᠦᠩᠬᠡ ᠲᠡᠭᠷᠢ ᠮᠢᠨᠢ
ᠰᠠᠨᠠᠵᠤ ᠬᠠᠷᠠᠮᠨᠠᠬᠤ ᠭᠠᠵᠠᠷ ᠤᠰᠤ ᠮᠢᠨᠢ
ᠰᠠᠯᠵᠤ ᠪᠤᠯᠤᠰᠢ ᠦᠭᠡᠢ ᠡᠬᠡ ᠤᠷᠤᠨ ᠮᠢᠨᠢ
ᠤᠯᠠᠨ ᠵᠠᠭᠤᠨ ᠣ ᠴᠠᠭᠠᠨ᠎ᠠ ᠡᠴᠠ ᠣᠷᠣᠰᠢᠨ ᠠᠮᠢᠳᠤᠷᠠᠵᠤ ᠢᠷᠡᠭᠰᠡᠨ
ᠣᠷᠴᠢᠯᠠᠩ ᠳᠡᠯᠡᠬᠡᠢ ᠶ᠋ᠢ ᠵᠠᠬᠢᠷᠤᠭᠰᠠᠨ ᠮᠣᠩᠭᠣᠯ ᠣᠨ ᠦᠯᠦᠭᠡᠢ
ᠮᠦᠩᠬᠡ ᠲᠡᠭᠷᠢ ᠶᠠᠭᠤ ᠪᠠᠨ ᠤᠷᠤᠢ ᠳᠡᠭᠡᠷ᠎ᠡ ᠪᠠᠨ ᠰᠢᠲᠦᠭᠰᠡᠭᠡᠷ
ᠮᠥᠷᠭᠥᠵᠦ ᠰᠥᠵᠢᠷᠡᠬᠦ ᠣᠪᠣᠭ᠎ᠠ ᠶᠠᠭᠤ ᠪᠠᠨ ᠳᠡᠭᠡᠳᠦᠯᠡᠨ ᠲᠠᠬᠢᠭᠰᠠᠭᠠᠷ
ᠬᠡᠨ ᠬᠦᠮᠦᠨ ᠢᠶ᠋ᠠᠷ ᠴᠦ ᠬᠥᠨᠳᠡᠭᠥᠯᠬᠥ ᠦᠭᠡᠢ ᠤᠩᠭᠤᠨ ᠳᠠᠷᠬᠠᠨ ᠶᠠᠩᠵᠦ ᠪᠠᠷ ᠨᠢ
ᠬᠡᠵᠢᠶ᠎ᠡ ᠡᠭᠦᠷᠢᠲᠡ ᠬᠣᠪᠢᠷᠠᠬᠣ ᠦᠭᠡᠢ ᠲᠡᠷᠡ ᠯᠠ ᠣᠨᠠᠭᠠᠨ ᠳᠥᠷᠬᠦ ᠪᠠᠷ ᠨᠢ
ᠦᠷ᠎ᠡ ᠬᠣᠢᠴᠢᠰ ᠳᠠᠭᠠᠨ ᠦᠯᠡᠳᠡᠭᠡᠵᠦ ᠦᠭᠭᠦᠭᠰᠡᠨ ᠶᠡᠬᠡᠰ ᠳᠡᠭᠡᠳᠤᠰ ‍ᠣᠨ ᠵᠢᠷᠤᠮ ᠪᠢᠯᠡ
ᠦᠷᠭᠦᠯᠵᠢ ᠬᠠᠮᠠᠭᠠᠯᠠᠵᠤ ᠶᠠᠪᠤᠬᠤ ᠮᠢᠨᠢ ᠬᠦᠪᠡᠭᠦᠦᠳ ᠪᠢᠳᠡᠨ ‍ᠣ ᠶᠣᠰᠣᠨ ᠪᠢᠯᠡ
ᠵᠠᠭᠤᠨ ᠵᠠᠭᠤᠨ ‍ᠣ ᠴᠠᠭᠠᠨ᠎ᠠ ᠡᠴᠠ ᠬᠠᠢᠷᠠᠯᠠᠨ ᠦᠪᠯᠡᠵᠦ ᠢᠷᠡᠭᠰᠡᠨ
ᠵᠣᠷᠢᠭ ᠪᠣᠰᠣᠭ᠎ᠠ ᠡᠪᠦᠭᠡᠳ ‍ᠣᠨ ᠮᠢᠨᠢ ᠤᠨᠠᠭᠰᠠᠨ ᠨᠤᠲᠤᠭ ᠡ
ᠮᠦᠩᠬᠡ ᠲᠡᠭᠷᠢ ᠶᠠᠭᠤ ᠪᠠᠨ ᠤᠷᠤᠢ ᠳᠡᠭᠡᠷ᠎ᠡ ᠪᠠᠨ ᠰᠢᠲᠦᠭᠰᠡᠭᠡᠷ
ᠮᠥᠷᠭᠥᠵᠦ ᠰᠥᠵᠢᠷᠡᠬᠦ ᠣᠪᠣᠭ᠎ᠠ ᠶᠠᠭᠤ ᠪᠠᠨ ᠳᠡᠭᠡᠳᠦᠯᠡᠨ ᠲᠠᠬᠢᠭᠰᠠᠭᠠᠷ
ᠬᠡᠨ ᠬᠦᠮᠦᠨ ᠢᠶ᠋ᠠᠷ ᠴᠦ ᠬᠥᠨᠳᠡᠭᠥᠯᠬᠥ ᠦᠭᠡᠢ ᠤᠩᠭᠤᠨ ᠳᠠᠷᠬᠠᠨ ᠶᠠᠩᠵᠦ ᠪᠠᠷ ᠨᠢ
ᠬᠡᠵᠢᠶ᠎ᠡ ᠡᠭᠦᠷᠢᠲᠡ ᠬᠣᠪᠢᠷᠠᠬᠣ ᠦᠭᠡᠢ ᠲᠡᠷᠡ ᠯᠠ ᠣᠨᠠᠭᠠᠨ ᠳᠥᠷᠬᠦ ᠪᠠᠷ ᠨᠢ
ᠦᠷ᠎ᠡ ᠬᠣᠢᠴᠢᠰ ᠳᠠᠭᠠᠨ ᠦᠯᠡᠳᠡᠭᠡᠵᠦ ᠦᠭᠭᠦᠭᠰᠡᠨ ᠶᠡᠬᠡᠰ ᠳᠡᠭᠡᠳᠤᠰ ‍ᠣᠨ ᠵᠢᠷᠤᠮ ᠪᠢᠯᠡ
ᠦᠷᠭᠦᠯᠵᠢ ᠬᠠᠮᠠᠭᠠᠯᠠᠵᠤ ᠶᠠᠪᠤᠬᠤ ᠮᠢᠨᠢ ᠬᠦᠪᠡᠭᠦᠦᠳ ᠪᠢᠳᠡᠨ ‍ᠣ ᠶᠣᠰᠣᠨ ᠪᠢᠯᠡ
ᠤᠷᠤᠰᠢᠨ ᠠᠮᠢᠳᠤᠷᠠᠬᠤ ᠤᠷᠤᠨ ᠭᠡᠷ ᠮᠢᠨᠢ
ᠤᠷᠤᠢ ᠶ᠋ᠢᠨ ᠰᠢᠳᠤᠭᠡᠨ ᠮᠦᠩᠬᠡ ᠲᠡᠭᠷᠢ ᠮᠢᠨᠢ
ᠰᠠᠨᠠᠵᠤ ᠬᠠᠷᠠᠮᠨᠠᠬᠤ ᠭᠠᠵᠠᠷ ᠤᠰᠤ ᠮᠢᠨᠢ
ᠰᠠᠯᠵᠤ ᠪᠤᠯᠤᠰᠢ ᠦᠭᠡᠢ ᠡᠬᠡ ᠤᠷᠤᠨ ᠮᠢᠨᠢ
ᠰᠠᠯᠵᠤ ᠪᠤᠯᠤᠰᠢ ᠦᠭᠡᠢ ᠡᠬᠡ ᠤᠷᠤᠨ ᠮᠢᠨᠢ
专辑信息
1.蒙古故乡
2.归乡的马
3.吆赫尔
4.塔秀尔
5.五个好汉
6.嘎达梅林
7.凡尘
8.额吉
9.甘迪树
10.老浩红