Цэргийн бодол

歌词
ᠦᠭᠡ᠄ ᠳ . ᠭᠠᠩᠪᠣᠯᠤᠳ
ᠠᠶ᠎ᠠ᠄ ᠳ . ᠭᠠᠩᠪᠣᠯᠤᠳ
ᠦᠨᠦᠴᠢᠨ ᠳᠡᠷ᠎ᠡ ᠳᠡᠭᠡᠷ᠎ᠡ ᠨᠣᠶ᠋ᠢᠷ ᠬᠤᠯᠵᠢᠭᠠᠳ
ᠦᠨᠢ ᠶ᠋ᠢᠨ ᠢᠷᠡᠭᠡᠳᠦᠢ ᠶ᠋ᠢ ᠰᠡᠳᠭᠢᠨ ᠪᠠᠶ᠋ᠢᠬᠤ ᠳ᠋ᠤ᠌ ᠮᠢᠨᠢ
ᠦᠪᠡᠷ ‍ᠤᠨ ᠡᠷᠬᠡ ᠦᠭᠡᠢ ᠴᠢ ᠮᠢᠨᠢ ᠪᠣᠳᠣᠭᠳᠠᠵᠤ
ᠦᠷᠦ ᠵᠢᠷᠦᠬᠡ ᠮᠢᠨᠢ ᠴᠢᠮ᠎ᠠ ᠤᠷᠤᠭᠤ ᠲᠡᠮᠡᠦᠯᠦᠨ᠎ᠡ
ᠴᠢᠮᠠᠢ ᠶ᠋ᠢ ᠪᠢ ᠰᠠᠨᠠᠨ ᠳᠤᠷᠠᠰᠴᠤ
ᠴᠢᠨᠳᠠᠮᠤᠨᠢ ᠮᠡᠲᠦ ᠪᠡᠷ ᠬᠠᠶ᠋ᠢᠷᠠᠯᠠᠨ᠎ᠠ ᠭᠡᠵᠦ
ᠬᠡᠨ ᠡᠴᠡ ᠴᠦ᠍ ᠳᠤᠲᠠᠬᠤ ᠦᠭᠡᠢ ᠰᠠᠶ᠋ᠢᠬᠠᠨ ᠠᠮᠢᠳᠤᠷᠠᠬᠤ
ᠬᠡᠳᠦ ᠶ᠋ᠢᠨ ᠵᠣᠷᠢᠯᠭ᠎ᠠ ᠨᠠᠳᠠ ᠳ᠋ᠤ᠌ ᠪᠤᠢ ᠰᠢᠦ
ᠪᠦᠰᠡᠭᠦᠢ ᠪᠢ ᠴᠢᠨᠢ ᠢᠩᠭᠢᠵᠦ ᠪᠣᠳᠣᠬᠤᠯᠠᠷ
ᠪᠦᠯᠢᠶᠡᠨ ᠵᠢᠷᠦᠬᠡ ᠮᠢᠨᠢ ᠤᠶᠠᠷᠠᠨ ᠬᠠᠶ᠋ᠢᠯᠵᠤ
ᠪᠤᠯᠪᠠᠷᠠᠢ ᠦᠷ᠎ᠡ ᠪᠡᠨ ᠲᠡᠪᠡᠷᠢᠨ ᠮᠦᠰᠢᠶᠡᠭᠰᠡᠭᠡᠷ
ᠪᠦᠪᠡᠢ ᠶ᠋ᠢᠨ ᠳᠠᠭᠤᠤ ᠪᠠᠨ ᠠᠶᠠᠯᠠᠵᠤ ᠰᠠᠭᠤᠨ᠎ᠠ ᠪᠢ
ᠴᠡᠷᠢᠭ ᠪᠢ ᠴᠢᠨᠢ ᠢᠩᠭᠢᠵᠦ ᠪᠣᠳᠣᠬᠤᠯᠠᠷ
ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ
ᠴᠡᠪᠡᠷ ᠰᠡᠳᠭᠢᠯ ‍ᠦᠨ ᠤᠶᠠᠭᠠᠰᠤ ᠠᠯᠳᠠᠭᠤᠷᠠᠵᠤ
ᠴᠡᠷᠢᠭ ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ
ᠬᠠᠪᠤᠷ ‍ᠤᠨ ᠤᠯᠠᠷᠢᠯ ᠳᠥᠭᠥᠭᠰᠡᠨ ᠴᠦ᠍ ᠶᠤᠮ ‍ᠤᠤ
ᠬᠠᠶ᠋ᠢᠷᠠᠲᠠᠢ ᠦᠷ᠎ᠡ ᠪᠡᠨ ᠰᠠᠨᠠᠭᠰᠠᠨ ᠴᠤ᠌ ᠶᠤᠮ ‍ᠤᠤ
ᠬᠠᠯᠠᠭᠳᠠᠬᠤ ᠬᠣᠨᠣᠭ ᠮᠢᠨᠢ ᠣᠶ᠋ᠢᠷᠠᠳᠤᠭᠰᠠᠨ ᠴᠤ᠌ ᠶᠤᠮ ‍ᠤᠤ
ᠬᠠᠷᠢᠬᠤ ᠬᠣᠨᠣᠭ ‍ᠢᠶ᠋ᠠᠨ ᠲᠣᠭᠠᠯᠠᠵᠤ ᠰᠠᠭᠤᠨ᠎ᠠ ᠪᠢ
ᠬᠠᠪᠤᠷ ‍ᠤᠨ ᠤᠯᠠᠷᠢᠯ ᠭᠤᠷᠪᠠᠨᠲᠠ ᠡᠷᠭᠢᠭᠡᠳ
ᠬᠠᠶ᠋ᠢᠷᠠᠲᠠᠢ ᠦᠷ᠎ᠡ ᠴᠢᠨᠢ ᠲᠣᠮᠣ ᠪᠣᠯᠵᠠᠢ
ᠬᠠᠨᠢ ᠶ᠋ᠢᠨ ᠵᠢᠷᠭᠠᠯ ‍ᠢ ᠡᠷᠬᠡ ᠦᠭᠡᠢ ᠮᠥᠷᠥᠭᠡᠳᠦᠭᠰᠡᠭᠡᠷ
ᠬᠠᠶ᠋ᠢᠷ᠎ᠠ ᠶ᠋ᠢᠨ ᠳᠠᠭᠤᠤ ᠪᠠᠨ ᠴᠢᠮ᠎ᠠ ᠳ᠋ᠠᠭᠠᠨ ᠳᠠᠭᠤᠯᠠᠶ᠎ᠠ
ᠪᠦᠰᠡᠭᠦᠢ ᠪᠢ ᠴᠢᠨᠢ ᠢᠩᠭᠢᠵᠦ ᠪᠣᠳᠣᠬᠤᠯᠠᠷ
ᠪᠦᠯᠢᠶᠡᠨ ᠵᠢᠷᠦᠬᠡ ᠮᠢᠨᠢ ᠤᠶᠠᠷᠠᠨ ᠬᠠᠶ᠋ᠢᠯᠵᠤ
ᠪᠤᠯᠪᠠᠷᠠᠢ ᠦᠷ᠎ᠡ ᠪᠡᠨ ᠲᠡᠪᠡᠷᠢᠨ ᠮᠦᠰᠢᠶᠡᠭᠰᠡᠭᠡᠷ
ᠪᠦᠪᠡᠢ ᠶ᠋ᠢᠨ ᠳᠠᠭᠤᠤ ᠪᠠᠨ ᠠᠶᠠᠯᠠᠵᠤ ᠰᠠᠭᠤᠨ᠎ᠠ ᠪᠢ
ᠴᠡᠷᠢᠭ ᠪᠢ ᠴᠢᠨᠢ ᠢᠩᠭᠢᠵᠦ ᠪᠣᠳᠣᠬᠤᠯᠠᠷ
ᠴᠡᠭᠡᠵᠢᠨ ᠳᠣᠲᠣᠷ᠎ᠠ ᠮᠢᠨᠢ ᠭᠠᠯ ᠳᠦᠷᠡᠯᠵᠡᠭᠡᠳ
ᠴᠡᠪᠡᠷ ᠰᠡᠳᠭᠢᠯ ‍ᠦᠨ ᠤᠶᠠᠭᠠᠰᠤ ᠠᠯᠳᠠᠭᠤᠷᠠᠵᠤ
ᠴᠡᠷᠢᠭ ‍ᠦᠨ ᠬᠤᠸᠠᠷᠠᠨ ᠠ᠋ᠴᠠ ᠴᠢᠮ᠎ᠠ ᠤᠷᠤᠭᠤ ᠲᠡᠮᠡᠦᠯᠦᠨ᠎ᠡ
专辑信息
1.Цэргийн бодол
2.Миний дайсан
3.Миний Монгол
4.Ээждээ өргөх дуу(previously unreleased)Eejdee örgökh
5.Чоно
6.Ээждээ(featuring S.Ishkhüü)
7.Нулимсаа тэвчье
8.Чимээгүй ирэх дурлал
9.Сайхан бүсгүй
10.Хар дарсан зүүд
11.Зураг шиг бүсгүй
12.Шөнө
13.Алив бос
14.Чамайг зорино / Харанхуй(Чамайг зориноpreviously unreleased)
15.Ногоон шугуй(previously unreleased)