歌词
ᠳᠠᠩᠳᠠ ᠡᠢᠮᠦ ᠯᠠ ᠪᠠᠢᠭᠠᠰᠠᠢ
ᠳᠠᠭᠤᠴᠢᠨ᠄ ᠪ᠂ ᠮᠥᠩᠬᠡᠵᠢᠷᠭᠠᠯ
ᠳᠠᠷᠤᠤᠬᠠᠨ ᠳᠥᠯᠭᠡᠬᠡᠨ ᠬᠠᠷᠠᠴᠠᠨ ᠳ᠋ᠣ ᠴᠢᠨᠢ
ᠳᠠᠰᠤᠨ ᠳᠠᠰᠤᠨ ᠵᠢᠷᠭᠠᠪᠠ
ᠳᠠᠬᠢᠭᠠᠳ ᠣᠯᠳᠠᠬᠤ ᠦᠭᠡᠢ ᠴᠢ ᠮᠢᠨᠢ
ᠳᠠᠩᠳᠠ ᠡᠢᠮᠦ ᠯᠠ ᠪᠠᠢᠭᠠᠰᠠᠢ ᠳ᠋ᠠ
ᠳᠠᠩᠳᠠ ᠡᠢᠮᠦ ᠯᠠ ᠡᠢᠮᠦ ᠯᠠ ᠪᠠᠢᠭᠠᠰᠠᠢ
ᠳᠠᠩᠳᠠ ᠡᠢᠮᠦ ᠯᠠ ᠡᠢᠮᠦ ᠯᠠ ᠪᠠᠢᠭᠠᠰᠠᠢ
ᠬᠣᠵᠢᠭᠣ ᠪᠣᠳᠣᠯ ᠦᠨ ᠰᠠᠯᠬᠢ
ᠦᠭᠡ᠄ ᠭᠠᠩᠳᠤᠯᠠᠭ᠎ᠠ
ᠠᠶ᠎ᠠ᠄ ᠮᠥᠩᠬᠡᠵᠢᠷᠭᠠᠯ
ᠳᠠᠭᠤᠴᠢᠨ᠄ ᠬ᠂ ᠮᠥᠩᠭᠥᠨᠴᠡᠴᠡᠭ
ᠨᠠᠷᠠ ᠭᠡᠵᠢᠭᠡᠳᠡᠭᠡᠰᠡᠨ ᠮᠣᠳᠣᠳ ᠤᠨ ᠳᠡᠷᠭᠡᠳᠡᠭᠦᠷ
ᠴᠢᠮᠠᠶᠢ ᠯᠠ ᠶᠠᠪᠤᠬᠤ ᠶᠢ ᠴᠢᠨᠢ ᠮᠡᠳᠡᠭᠰᠡᠨ ᠯᠠ ᠪᠣᠯ ᠳ᠋ᠣᠣ
ᠨᠠᠪᠴᠢᠰ ᠪᠥᠵᠢᠭᠡᠯᠡᠭᠰᠡᠨ ᠮᠥᠴᠢᠷ ᠳᠡᠭᠡᠷ᠎ᠡ ᠨᠢ
ᠰᠢᠪᠠᠭᠤ ᠪᠣᠯᠣᠭᠠᠳ ᠵᠢᠷᠭᠢᠬᠦ ᠮᠢᠨᠢ ᠴᠤ ᠶᠠᠭᠠᠬᠢᠪᠠ ᠳ᠋ᠠ
ᠠᠶ ᠁
ᠨᠠᠪᠴᠢᠰ ᠪᠥᠵᠢᠭᠡᠯᠡᠭᠰᠡᠨ ᠮᠥᠴᠢᠷ ᠳᠡᠭᠡᠷ᠎ᠡ ᠨᠢ
ᠰᠢᠪᠠᠭᠤ ᠪᠣᠯᠣᠭᠠᠳ ᠵᠢᠷᠭᠢᠬᠦ ᠮᠢᠨᠢ ᠴᠤ ᠶᠠᠭᠠᠬᠢᠪᠠ ᠳ᠋ᠠ
ᠴᠢᠮᠠᠶᠢ ᠪᠢ ᠦᠭᠡᠢᠢᠯᠡᠨ᠎ᠡ
ᠰᠢᠯᠦᠭ᠄ ᠯ᠂ ᠬᠣᠣᠱᠠᠩ
ᠬᠥᠭᠵᠢᠮ᠄ ᠪᠤᠶᠠᠨᠪᠠᠲᠤ ᠶᠢᠨ ᠮᠥᠩᠬᠡᠵᠢᠷᠭᠠᠯ
ᠳᠠᠭᠤᠴᠢᠨ᠄ ᠡ‍᠎᠂ ᠴᠢᠯᠠᠭᠤᠨᠴᠢᠮᠡᠭᠡ
ᠣᠯᠠᠨ ᠤ ᠳᠤᠮᠳᠠ ᠪᠠᠢᠬᠤ ᠳᠠᠭᠠᠨ ᠴᠤ ᠪᠢ ᠴᠢᠮᠠᠶᠢ ᠦᠭᠡᠢᠢᠯᠡᠨ᠎ᠡ
ᠣᠷᠢ ᠭᠠᠭᠴᠠᠭᠠᠷ ᠰᠠᠭᠤᠬᠤ ᠳᠠᠭᠠᠨ ᠴᠤ ᠪᠢ ᠴᠢᠮᠠᠶᠢ ᠪᠠᠨ ᠦᠭᠡᠢᠢᠯᠡᠨ᠎ᠡ
ᠣᠷᠣᠬᠤ ᠭᠠᠷᠬᠤ ᠪᠦᠷᠢ ᠳᠠᠭᠠᠨ ᠴᠤ ᠪᠢ ᠴᠢᠮᠠᠶᠢ ᠪᠠᠨ ᠦᠭᠡᠢᠢᠯᠡᠨ᠎ᠡ
ᠣᠭᠲᠣ ᠠᠭᠤᠯᠵᠠᠵᠤ ᠤᠴᠠᠷᠠᠭ᠎ᠠ ᠦᠭᠡᠢ ᠴᠤ ᠴᠢᠮᠠᠶᠢ ᠪᠠᠨ ᠪᠢ ᠦᠭᠡᠢᠢᠯᠡᠨ᠎ᠡ
ᠴᠢᠮᠠᠶᠢ ᠪᠠᠨ ᠪᠢ ᠬᠦᠰᠡᠨ ᠮᠥᠷᠥᠭᠡᠳᠴᠦ ᠦᠭᠡᠢᠢᠯᠡᠨ᠎ᠡ
ᠴᠢᠮᠠᠶᠢ ᠪᠠᠨ ᠪᠢ ᠬᠦᠮᠥᠨ ᠠᠴᠠ ᠰᠤᠷᠠᠭᠯᠠᠵᠤ ᠦᠭᠡᠢᠢᠯᠡᠨ᠎ᠡ
ᠴᠢᠮᠠᠶᠢ ᠪᠠᠨ ᠪᠢ ᠤᠬᠢᠯᠠᠨ ᠬᠠᠢᠯᠤᠨ ᠪᠠᠢᠵᠤ ᠦᠭᠡᠢᠢᠯᠡᠨ᠎ᠡ
ᠴᠢᠮᠠᠶᠢ ᠪᠠᠨ ᠪᠢ ᠦᠨᠡᠨ ᠳᠤᠰᠤᠨ ᠪᠠᠢᠵᠤ ᠦᠭᠡᠢᠢᠯᠡᠨ᠎ᠡ
ᠶᠠᠭᠠᠬᠢᠵᠤ ᠪᠢ ᠴᠢᠮ᠎ᠠ ᠠᠴᠠ ᠪᠠᠨ ᠬᠣᠯᠠᠳᠠᠬᠤ ᠪᠢᠯᠡ
ᠦᠭᠡ᠄ ᠰ᠌᠌᠌᠂ ᠡᠷᠬᠢᠮᠪᠠᠶᠠᠷ
ᠠᠶ᠎ᠠ᠄ ᠪ᠂ ᠮᠥᠩᠬᠡᠵᠢᠷᠭᠠᠯ
ᠳᠠᠭᠤᠴᠢᠨ᠄ ᠪ᠂ ᠬᠠᠨᠳᠤᠮ᠎ᠠ
ᠬᠡ ᠦᠭᠡᠢ ᠵᠠᠩ ᠳ᠋ᠦ ᠨᠢ ᠳᠠᠪᠠᠯ ᠲᠠᠢ ᠪᠠᠨ ᠠᠭᠤᠰᠴᠢᠬᠠᠭᠠᠳ
ᠬᠡᠯᠡᠭᠰᠡᠨ ᠦᠭᠡᠨ ᠳ᠋ᠣ ᠨᠢ ᠳᠡᠩᠳᠡᠭᠦᠦ ᠢᠲᠡᠭᠡᠴᠢᠬᠡᠭᠡᠳ
ᠡᠩᠭᠡᠷ ᠴᠡᠭᠡᠵᠢᠨ ᠳ᠋ᠣ ᠨᠢ ᠡᠷᠬᠡᠯᠡᠵᠦ ᠡᠷᠬᠡᠯᠡᠴᠢᠬᠡᠭᠡᠳ
ᠡᠮᠨᠡᠭ ᠴᠠᠭᠠᠨ ᠬᠦᠰᠡᠯ ᠢᠶᠠᠷ ᠳᠠᠰᠴᠢᠬᠠᠭᠠᠳ
ᠶᠠᠭᠠᠬᠢᠵᠤ ᠪᠢ ᠴᠢᠮ᠎ᠠ ᠠᠴᠠ ᠪᠠᠨ ᠬᠣᠯᠠᠳᠠᠬᠤ ᠪᠢᠯᠡ
ᠶᠠᠭᠠᠬᠢᠵᠤ ᠪᠢ ᠴᠢᠮ᠎ᠠ ᠠᠴᠠ ᠪᠠᠨ ᠬᠣᠯᠠᠳᠠᠬᠤ ᠪᠢᠯᠡ
ᠠ᠁
ᠶᠠᠭᠠᠬᠢᠵᠤ ᠪᠢ ᠴᠢᠮ᠎ᠠ ᠠᠴᠠ ᠪᠠᠨ ᠬᠣᠯᠠᠳᠠᠬᠤ ᠪᠢᠯᠡ
ᠬᠣᠣᠰ ᠬᠤᠨ
ᠳᠠᠭᠤᠴᠢᠨ᠄ ᠡ‍᠎᠂ ᠴᠢᠯᠠᠭᠤᠨᠴᠢᠮᠡᠭᠡ
ᠦᠨᠦᠷ ᠢ ᠴᠢᠨᠢ ᠪᠢ ᠬᠠᠢᠷᠠᠯᠠᠳᠠᠭ ᠪᠠᠢᠯ᠎ᠠ
ᠦᠰᠦ  ᠶᠢ ᠴᠢᠨᠢ ᠪᠢ ᠢᠯᠪᠢᠳᠡᠭ ᠪᠠᠢᠯ᠎ᠠ
ᠦᠭᠡᠨ ᠳ᠋ᠣ ᠴᠢᠨᠢ ᠪᠢ ᠤᠶᠠᠷᠠᠳᠠᠭ ᠪᠠᠢᠯ᠎ᠠ
ᠦᠯᠢᠭᠡᠷ ᠠᠳᠠᠯᠢ ᠵᠢᠷᠭᠠᠳᠠᠭ ᠪᠠᠢᠯ᠎ᠠ
ᠬᠠᠮᠲᠤ᠄
ᠦᠭᠡᠨ ᠳ᠋ᠣ ᠴᠢᠨᠢ ᠪᠢ ᠤᠶᠠᠷᠠᠳᠠᠭ ᠪᠠᠢᠯ᠎ᠠ
ᠦᠯᠢᠭᠡᠷ ᠠᠳᠠᠯᠢ ᠵᠢᠷᠭᠠᠳᠠᠭ ᠪᠠᠢᠯ᠎ᠠ
ᠥᠩᠭᠡ ᠥᠩᠭᠡ ᠶᠢᠨ ᠶᠢᠷᠲᠢᠨᠴᠦ ᠶᠢᠨ
ᠥᠭᠡᠷ᠎ᠡ ᠨᠢᠭᠡᠨ ᠥᠩᠭᠡ ᠨᠢ ᠴᠢ ᠪᠠᠢᠵᠤ
ᠬᠤᠨ ᠬᠤᠨ ᠤ ᠳᠡᠪᠢᠯᠲᠡ ᠪᠡᠷ᠌
ᠬᠤᠪᠢᠷᠠᠵᠤ ᠨᠢᠰᠦᠭᠰᠡᠨ ᠨᠢ ᠪᠢ ᠪᠠᠢᠵᠤ
ᠣᠶ᠎ᠠ ᠤᠶᠠᠬᠠᠨ ᠰᠡᠳᠬᠢᠯ ᠢᠶᠡᠷ
ᠤᠶᠠᠩᠭᠠᠷᠠᠵᠤ ᠬᠥᠭᠯᠡᠡᠭᠰᠡᠨ ᠨᠢ ᠴᠢ ᠪᠠᠢᠵᠤ
ᠭᠡᠨᠠ ᠭᠡᠨᠡᠬᠡᠨ ᠰᠡᠳᠬᠢᠯ ᠵᠢᠠᠷ
ᠢᠲᠡᠭᠡᠵᠦ ᠳᠠᠰᠤᠭᠰᠠᠨ ᠨᠢ ᠪᠢ ᠪᠠᠢᠵᠤ ᠳ᠋ᠸ
ᠳᠠᠭᠤᠴᠢᠨ᠄ ᠪ ᠮᠥᠩᠬᠡᠵᠢᠷᠭᠠᠯ
ᠭᠡᠨᠠ ᠭᠡᠨᠡᠬᠡᠨ ᠰᠡᠳᠬᠢᠯ ᠵᠢᠠᠷ
ᠢᠲᠡᠭᠡᠵᠦ ᠳᠠᠰᠤᠭᠰᠠᠨ ᠨᠢ ᠪᠢ ᠪᠠᠢᠵᠤ ᠳ᠋ᠸ
ᠵᠢᠷᠦᠬᠡ ᠮᠠᠷᠲᠠᠬᠤ ᠦᠭᠡᠢ
ᠦᠭᠡ᠄ ᠵ᠂ ᠮᠥᠩᠬᠡᠪᠠᠲᠤ
ᠠᠶ᠎ᠠ᠄ ᠪ᠂ ᠮᠥᠩᠬᠡᠵᠢᠷᠭᠠᠯ
ᠳᠠᠭᠤᠴᠢᠨ᠄ ᠪ᠂ ᠬᠠᠨᠳᠤᠮ᠎ᠠ᠂ ᠬ᠂ ᠮᠥᠩᠭᠥᠨᠴᠡᠴᠡᠭ
ᠬᠣᠯᠠ ᠶᠢᠨ ᠰᠢᠪᠠᠭᠤᠳ ᠲᠤ ᠦᠭᠡ ᠪᠡᠨ ᠳᠡᠢᠯᠵᠦ ᠨᠢᠰᠭᠰᠡᠨ
ᠬᠣᠨᠣᠭ ᠳᠣᠭᠠᠯᠠᠨ ᠴᠢᠮᠠᠶᠢ ᠪᠢ ᠬᠦᠯᠢᠶᠡᠭᠰᠡᠨ
ᠦᠨᠦᠷ ᠢ ᠴᠢᠨᠢ ᠠᠶᠠᠰ ᠤᠨ ᠰᠠᠯᠬᠢᠠ ᠠᠴᠠ ᠨᠡᠬᠡᠵᠦ
ᠥᠨᠥᠴᠢᠨ ᠰᠠᠷᠠ ᠲᠠᠢ ᠬᠠᠨᠢᠰᠠᠵᠤ ᠭᠠᠭᠴᠠᠭᠠᠷᠳᠠᠭᠰᠠᠨ
ᠬᠠᠮᠲᠤ᠄
ᠨᠠᠪᠴᠢ ᠰᠢᠭ᠋ ᠭᠤᠨᠢᠭ ᠵᠢᠷᠦᠬᠡᠨ ᠦᠶᠡᠷᠯᠡᠭᠦᠯᠵᠦ
ᠨᠠᠳᠠ ᠠᠴᠠ ᠵᠢᠭᠤᠲᠠᠭᠰᠠᠨ ᠬᠠᠢᠷ᠎ᠠ ᠮᠢᠨᠢ ᠪᠢᠯᠡ ᠴᠢ
ᠨᠠᠨᠳᠢᠨ ᠳᠤᠷᠠᠰᠤᠮᠵᠢ ᠰᠡᠳᠬᠢᠯ ᠳ᠋ᠣ ᠦᠯᠡᠳᠡᠭᠰᠡᠨ
ᠨᠠᠮᠤᠷ ᠤᠨ ᠪᠣᠷᠣᠭ᠎ᠠ ᠰᠢᠭ᠋ ᠬᠠᠷᠠᠭᠤᠰᠤᠯ ᠪᠢᠯᠡ ᠴᠢ
ᠨᠠᠨᠳᠢᠨ ᠳᠤᠷᠠᠰᠤᠮᠵᠢ ᠰᠡᠳᠬᠢᠯ ᠳ᠋ᠣ ᠦᠯᠡᠳᠡᠭᠰᠡᠨ
ᠨᠠᠮᠤᠷ ᠤᠨ ᠪᠣᠷᠣᠭ᠎ᠠ ᠰᠢᠭ᠋ ᠬᠠᠷᠠᠭᠤᠰᠤᠯ ᠪᠢᠯᠡ ᠴᠢ
ᠪᠡᠶ᠎ᠡ ᠪᠡᠶ᠎ᠡ ᠳᠡᠬᠡᠨ ᠤᠷᠮ᠎ᠠ ᠬᠠᠢᠷᠠᠯᠠ
ᠬᠠᠮᠲᠤ᠄
ᠠ᠁
ᠬᠥᠮᠥᠰ ᠡ ᠪᠡᠶ᠎ᠡ ᠪᠡᠶᠡᠨ ᠳᠡᠬᠡᠨ ᠤᠷᠮ᠎ᠠ ᠬᠠᠢᠷᠠᠯᠠ ᠠ᠋
ᠠ᠁
ᠬᠥᠮᠥᠰ ᠡ ᠪᠡᠶ᠎ᠡ ᠪᠡᠶᠡᠨ ᠳᠡᠬᠡᠨ ᠤᠷᠮ᠎ᠠ ᠬᠠᠢᠷᠠᠯᠠ ᠠ᠋
ᠬᠥᠮᠥᠰ ᠡ ᠪᠡᠶ᠎ᠡ ᠪᠡᠶᠡᠨ ᠳᠡᠬᠡᠨ ᠤᠷᠮ᠎ᠠ ᠬᠠᠢᠷᠠᠯᠠ ᠠ᠋
专辑信息
1.Хайрын дээд хань минь
2.Шилдэг уран бүтээлүүд
3.Тавилан заяа
4.Нууцхан
5.Ар цармын цэцэг
6.Эрээн нуур
7.Уулзахын хүслэн
8.Хүндэтгэл үргэлжлэл
9.Чин үнэнч
10.Хоёр бууралдаа