歌词
ᠰᠠᠯᠬᠢᠲᠤ ᠲᠠᠯ ᠊ᠠ᠋ ᠵᠢᠨ ᠠᠯᠠᠭᠠᠨ ᠳ᠋ᠤ ᠳᠡᠯᠪᠡᠭᠡ ᠪᠡᠨ ᠨᠡᠭᠡᠭᠡᠭᠰᠡᠨ
ᠰᠠᠶ᠋᠋ᠢᠬᠠᠨ ᠡᠴᠡ ᠰᠠᠶ᠋᠋ᠢᠬᠠᠨ ᠴᠡᠴᠡᠭ ᠊ᠢ ᠴᠢᠮᠠᠳᠤ ᠪᠡᠨ ᠭᠡᠳ
ᠡᠳᠦᠷ ᠡᠳᠦᠷ ᠊ᠤᠨ ᠨᠠᠷᠠᠨ ᠳ᠋ᠤ ᠭᠠᠩᠳᠠᠨ ᠪᠠᠶ᠋᠋ᠢᠵᠤ ᠲᠡᠭᠦᠴᠢᠬᠡᠭᠡᠳ
ᠦᠭᠡ ᠵᠢ ᠴᠢᠨᠢ ᠳᠠᠭᠠᠭᠠᠯ ᠦᠭᠡᠢ ᠣᠶ᠋᠋ᠢᠮᠣᠷᠴᠤ ᠪᠤᠴᠠᠬᠤ ᠲᠣᠯᠣᠩ ᠳ᠋ᠤ ᠪᠡᠨ
ᠬᠠᠶ᠋᠋ᠢᠷᠠᠲᠠᠢ ᠪᠠᠶ᠋᠋ᠢᠭᠰᠠᠨ ᠊ᠢ ᠴᠢᠨᠢ ᠮᠡᠳᠡᠭᠰᠡᠨ ᠦᠭᠡᠢ

ᠰᠤᠪᠤᠳᠷᠠᠨ ᠤᠨᠠᠬᠤ ᠨᠢᠯᠪᠤᠰᠤ ᠵᠢ
ᠭᠡᠵᠢᠭᠡ ᠪᠡᠷ ᠵᠢᠡᠨ ᠠᠷᠴᠢᠶ ᠊ᠠ᠋ ᠳ᠋ᠠ ᠬᠣᠩ᠋ᠭᠣᠷ ᠮᠢᠨᠢ
ᠬᠣᠯᠠ ᠵᠢᠨ ᠬᠣᠯᠠ ᠵᠠᠮ ᠳ᠋ᠤ ᠪᠡᠨ
ᠭᠤᠨᠢᠭ ᠦᠭᠡᠶ᠋᠋ᠢᠬᠡᠨ ᠠᠯᠬᠤᠶ ᠊ᠠ᠋ ᠳ᠋ᠠ ᠠᠮᠠᠷᠠᠭ ᠮᠢᠨᠢ᠂ ᠠᠮᠠᠷᠠᠭ ᠮᠢᠨᠢ
ᠣᠳᠣᠲᠤ ᠲᠩᠷᠢ ᠵᠢᠨ ᠡᠭᠦᠯᠡᠨ ᠡᠴᠡ ᠰᠢᠪᠡᠷᠡᠨ ᠰᠢᠪᠡᠷᠡᠬᠦ
ᠣᠷᠣᠢ ᠨᠠᠮᠤᠷ ᠊ᠤᠨ ᠪᠣᠷᠣᠭᠠᠨ ᠳ᠋ᠤ ᠳᠠᠭᠠᠷᠠᠬᠤ ᠪᠣᠢ ᠭᠡᠳ
ᠰᠠᠷ ᠊ᠠ᠋ ᠰᠠᠷ ᠊ᠠ᠋ ᠵᠢᠨ ᠠᠯᠤᠰ ᠡᠴᠡ ᠰᠠᠨᠠᠨ ᠪᠠᠶ᠋᠋ᠢᠵᠤ ᠢᠷᠴᠢᠢᠬᠦ ᠳ᠋ᠤ
ᠰᠡᠳᠬᠢᠯ ᠊ᠢ ᠴᠢᠨᠢ ᠲᠠᠨᠢᠯ ᠦᠭᠡᠢ ᠤᠬᠢᠯᠠᠵᠤ ᠪᠤᠴᠠᠬᠤ ᠲᠣᠯᠣᠩ ᠳ᠋ᠤ ᠪᠡᠨ
ᠬᠠᠶ᠋᠋ᠢᠷᠠᠲᠠᠢ ᠪᠠᠶ᠋᠋ᠢᠭᠰᠠᠨ ᠊ᠢ ᠴᠢᠨᠢ ᠮᠡᠳᠡᠭᠰᠡᠨ ᠦᠭᠡᠢ
ᠬᠠᠶ᠋᠋ᠢᠷᠠᠲᠠᠢ ᠪᠠᠶ᠋᠋ᠢᠭᠰᠠᠨ ᠊ᠢ ᠴᠢᠨᠢ ᠮᠡᠳᠡᠭᠰᠡᠨ ᠦᠭᠡᠢ
ᠰᠤᠪᠤᠳᠷᠠᠨ ᠤᠨᠠᠬᠤ ᠨᠢᠯᠪᠤᠰᠤ ᠵᠢ
ᠭᠡᠵᠢᠭᠡ ᠪᠡᠷ ᠵᠢᠡᠨ ᠠᠷᠴᠢᠶ ᠊ᠠ᠋ ᠳ᠋ᠠ ᠬᠣᠩ᠋ᠭᠣᠷ ᠮᠢᠨᠢ
ᠬᠣᠯᠠ ᠵᠢᠨ ᠬᠣᠯᠠ ᠵᠠᠮ ᠳ᠋ᠤ ᠪᠡᠨ
ᠭᠤᠨᠢᠭ ᠦᠭᠡᠶ᠋᠋ᠢᠬᠡᠨ ᠠᠯᠬᠤᠶ ᠊ᠠ᠋ ᠳ᠋ᠠ ᠠᠮᠠᠷᠠᠭ ᠮᠢᠨᠢ᠂ ᠠᠮᠠᠷᠠᠭ ᠮᠢᠨᠢ
ᠬᠣᠷᠣ ᠊ᠠ᠋ ᠵᠢᠨ ᠰᠢᠷᠭᠠᠯ ᠨᠠᠷᠠᠨ ᠳ᠋ᠤ ᠭᠠᠩᠳᠠᠵᠤ ᠭᠤᠨᠳᠠᠬ᠋ ᠊ᠠ᠋ ᠦᠭᠡᠢ
ᠬᠠᠯᠠᠭᠤᠨ ᠢᠨᠠᠭ ᠬᠠᠶ᠋᠋ᠢᠷ ᠊ᠠ᠋ ᠪᠡᠨ ᠴᠢᠮᠠᠳᠤ ᠪᠡᠨ ᠭᠡᠳ
ᠠᠭᠤᠯᠠ ᠠᠭᠤᠯᠠ ᠵᠢᠨ ᠴᠠᠭᠠᠨ.᠊ᠠ᠋ ᠡᠴᠡ ᠤᠴᠠᠷᠠᠯ ᠬᠦᠰᠡᠨ ᠢᠷᠴᠢᠢᠬᠦ ᠳ᠋ᠤ
ᠠᠭᠤᠴᠢᠯᠠᠬᠤ ᠵᠢ ᠴᠢᠨᠢ ᠬᠦᠯᠢᠶᠡᠯ ᠦᠭᠡᠢ ᠤᠬᠢᠯᠠᠵᠤ ᠪᠤᠴᠠᠬᠤ ᠲᠣᠯᠣᠩ ᠳ᠋ᠤ ᠪᠡᠨ
ᠬᠠᠶ᠋᠋ᠢᠷᠠᠲᠠᠢ ᠪᠠᠶ᠋᠋ᠢᠭᠰᠠᠨ ᠊ᠢ ᠴᠢᠨᠢ ᠮᠡᠳᠡᠭᠰᠡᠨ ᠦᠭᠡᠢ
ᠬᠠᠶ᠋᠋ᠢᠷᠠᠲᠠᠢ ᠪᠠᠶ᠋᠋ᠢᠭᠰᠠᠨ ᠊ᠢ ᠴᠢᠨᠢ ᠮᠡᠳᠡᠭᠰᠡᠨ ᠦᠭᠡᠢ
ᠰᠤᠪᠤᠳᠷᠠᠨ ᠤᠨᠠᠬᠤ ᠨᠢᠯᠪᠤᠰᠤ ᠵᠢ
ᠭᠡᠵᠢᠭᠡ ᠪᠡᠷ ᠵᠢᠡᠨ ᠠᠷᠴᠢᠶ ᠊ᠠ᠋ ᠳ᠋ᠠ ᠬᠣᠩ᠋ᠭᠣᠷ ᠮᠢᠨᠢ
ᠬᠣᠯᠠ ᠵᠢᠨ ᠬᠣᠯᠠ ᠵᠠᠮ ᠳ᠋ᠤ ᠪᠡᠨ
ᠭᠤᠨᠢᠭ ᠦᠭᠡᠶ᠋᠋ᠢᠬᠡᠨ ᠠᠯᠬᠤᠶ ᠊ᠠ᠋ ᠳ᠋ᠠ ᠠᠮᠠᠷᠠᠭ ᠮᠢᠨᠢ