歌词
"ᠰᠦᠨᠢ ᠲᠤᠮᠳᠠ ᠵᠢᠨ ᠪᠦᠵᠢᠭ" ᠵᠦᠴᠦᠭᠡ ᠵᠢᠨ ᠳᠠᠭᠤᠤ
ᠴᠡᠴᠡᠭ ᠊ᠤᠨ ᠳᠡᠯᠪᠡᠭᠡ ᠊ᠲᠤ ᠠᠯᠴᠢᠭᠤᠷ ᠤᠨᠠᠭᠠᠬᠤ ᠰᠢᠬ
ᠴᠢᠮᠠ ᠊ᠲᠤ ᠪᠡᠨ ᠪᠢ ᠬᠠ᠊ᠢᠢᠷᠠ ᠪᠡᠨ ᠦᠯᠡᠳᠡᠭᠡᠯᠡ
ᠰᠡᠳᠬᠢᠯ ᠮᠢᠨᠢ ᠵᠤᠨ ᠵᠢᠡᠷ ᠵᠢᠡᠨ ᠲᠡᠯᠭᠡᠷᠡᠭᠰᠡᠭᠡᠷ ᠪᠠ᠊ᠢᠢᠳᠠᠯᠠ
ᠰᠡᠷᠢᠭᠦᠦ ᠲᠠᠲᠠᠭᠠᠳ ᠳᠠᠭᠠᠷᠠᠬᠤ ᠰᠢᠬ
ᠰᠡᠳᠬᠢᠯ ᠮᠢᠨᠢ ᠵᠤᠨ ᠵᠢᠡᠷ ᠵᠢᠡᠨ ᠴᠡᠴᠡᠭᠯᠡᠭᠰᠡᠭᠡᠷ ᠪᠠ᠊ᠢᠢᠳᠠᠯᠠ
ᠰᠡᠷᠢᠭᠦᠦ ᠲᠠᠲᠠᠭᠠᠳ ᠳᠠᠭᠠᠷᠠᠬᠤ ᠰᠢᠬ
ᠴᠢᠨᠤ ᠪᠡᠨ ᠬᠠ᠊ᠢᠢᠷᠠ ᠵᠢ ᠪᠢ
ᠴᠦᠬᠦᠷᠡᠯ ᠊ᠤᠨ ᠳᠡᠷᠭᠡᠳᠡ ᠡᠴᠡ ᠤᠯᠬᠤ ᠭᠡᠵᠦ ᠊ᠤᠤ
ᠴᠡᠭᠡᠵᠢᠨ ᠊ᠲᠤ ᠴᠢᠨᠢ ᠵᠢᠷᠦᠬᠡ ᠪᠡᠨ ᠨᠠᠭᠠᠵᠦ
ᠬᠡᠯᠡᠵᠦ ᠠᠮᠵᠢᠭᠠ ᠦᠭᠡᠢ ᠦᠭᠡ ᠪᠡᠨ ᠰᠢᠪᠡᠨᠡᠶᠡ ᠊ᠲᠠ
ᠵᠢᠷᠭᠠᠭᠠ ᠦᠭᠡᠢ ᠦᠯᠢᠭᠡᠷ ᠊ᠤᠨ ᠡᠪᠦᠷ ᠲᠤ
ᠴᠢᠮᠠ᠊ᠢᠢ ᠪᠡᠨ ᠲᠡᠪᠡᠷᠢᠮᠡᠷ ᠪᠠ᠊ᠢᠢᠨᠠ
ᠰᠠ᠊ᠢᠢᠬᠠᠨ ᠬᠠ᠊ᠢᠢᠷᠠ ᠦᠯᠡᠳᠡᠯᠡ ᠊ᠳᠡ
ᠵᠢᠷᠭᠠᠭᠠ ᠦᠭᠡᠢ ᠦᠯᠢᠭᠡᠷ ᠊ᠤᠨ ᠡᠪᠦᠷ ᠲᠤ
ᠴᠢᠮᠠ᠊ᠢᠢ ᠪᠡᠨ ᠲᠡᠪᠡᠷᠢᠮᠡᠷ ᠪᠠ᠊ᠢᠢᠨᠠ
ᠰᠠ᠊ᠢᠢᠬᠠᠨ ᠬᠠ᠊ᠢᠢᠷᠠ ᠦᠯᠡᠳᠡᠯᠡ ᠊ᠳᠡ
ᠵᠢᠷᠭᠠᠯ ᠊ᠤᠨ ᠳᠠᠭᠤᠤ ᠵᠢ ᠨᠢᠯᠪᠤᠰᠤ ᠲᠠᠢ ᠳᠠᠭᠤᠯᠠᠬᠤ ᠰᠢᠬ
ᠵᠠᠯᠠᠭᠤ ᠨᠠᠰᠤ ᠮᠢᠨᠢ ᠨᠠᠳᠠᠳᠤ ᠴᠦᠬᠦᠷᠡᠯᠡ
ᠬᠠ᠊ᠢᠢᠷᠠ ᠮᠢᠨᠢ ᠬᠠᠪᠤᠷ ᠵᠢᠡᠷ ᠵᠢᠡᠨ ᠳᠡᠯᠭᠡᠷᠡᠭᠰᠡᠭᠡᠷ ᠪᠠ᠊ᠢᠢᠲᠠᠯᠠ
ᠬᠦᠮᠦᠨ ᠊ᠤ ᠵᠢᠷᠭᠠᠯ ᠡᠴᠡ ᠬᠤᠯᠠᠳᠠᠬᠤ ᠰᠢᠬ
ᠬᠠ᠊ᠢᠢᠷᠠ ᠮᠢᠨᠢ ᠬᠠᠪᠤᠷ ᠵᠢᠡᠷ ᠵᠢᠡᠨ ᠴᠡᠴᠡᠭᠯᠡᠭᠰᠡᠭᠡᠷ ᠪᠠ᠊ᠢᠢᠲᠠᠯᠠ
ᠬᠦᠮᠦᠨ ᠊ᠤ ᠵᠢᠷᠭᠠᠯ ᠡᠴᠡ ᠬᠤᠯᠠᠳᠠᠬᠤ ᠰᠢᠬ
ᠴᠢᠨᠤ ᠪᠡᠨ ᠴᠦᠬᠦᠷᠡᠯ ᠊ᠢ ᠪᠢ
ᠨᠢᠯᠪᠤᠰᠤᠨ ᠊ᠤ ᠴᠢᠨᠢ ᠲᠡᠭᠦᠰᠬᠡᠯ ᠡᠴᠡ ᠬᠠᠷᠠᠬᠤ ᠭᠡᠵᠦ ᠊ᠤᠤ
ᠵᠢᠷᠦᠬᠡᠨ ᠊ᠲᠤ ᠴᠢᠨᠢ ᠬᠠᠴᠠᠷ ᠵᠢᠡᠨ ᠨᠠᠭᠠᠵᠦ
ᠬᠡᠯᠡᠵᠦ ᠠᠮᠵᠢᠭᠠ ᠦᠭᠡᠢ ᠦᠭᠡ ᠪᠡᠨ ᠰᠢᠪᠡᠨᠡᠶᠡ ᠊ᠲᠠ
ᠵᠢᠷᠭᠠᠭᠠ ᠦᠭᠡᠢ ᠦᠯᠢᠭᠡᠷ ᠊ᠤᠨ ᠡᠪᠦᠷ ᠲᠤ
ᠴᠢᠮᠠ᠊ᠢᠢ ᠪᠡᠨ ᠲᠡᠪᠡᠷᠢᠮᠡᠷ ᠯᠡ ᠪᠠ᠊ᠢᠢᠨᠠ
ᠰᠠ᠊ᠢᠢᠬᠠᠨ ᠬᠠ᠊ᠢᠢᠷᠠ ᠦᠯᠡᠳᠡᠯᠡ ᠊ᠳᠡ
ᠵᠢᠷᠭᠠᠭᠠ ᠦᠭᠡᠢ ᠦᠯᠢᠭᠡᠷ ᠊ᠤᠨ ᠡᠪᠦᠷ ᠲᠤ
ᠴᠢᠮᠠ᠊ᠢᠢ ᠪᠡᠨ ᠲᠡᠪᠡᠷᠢᠮᠡᠷ ᠯᠡ ᠪᠠ᠊ᠢᠢᠨᠠ
ᠰᠠ᠊ᠢᠢᠬᠠᠨ ᠬᠠ᠊ᠢᠢᠷᠠ ᠦᠯᠡᠳᠡᠯᠡ ᠊ᠳᠡ
.....
ᠵᠢᠷᠭᠠᠭᠠ ᠦᠭᠡᠢ ᠦᠯᠢᠭᠡᠷ ᠊ᠤᠨ ᠡᠪᠦᠷ ᠲᠤ
ᠴᠢᠮᠠ᠊ᠢᠢ ᠪᠡᠨ ᠲᠡᠪᠡᠷᠢᠮᠡᠷ ᠯᠡ ᠪᠠ᠊ᠢᠢᠨᠠ
ᠰᠠ᠊ᠢᠢᠬᠠᠨ ᠬᠠ᠊ᠢᠢᠷᠠ ᠦᠯᠡᠳᠡᠯᠡ ᠊ᠳᠡ
ᠵᠢᠷᠭᠠᠭᠠ ᠦᠭᠡᠢ ᠦᠯᠢᠭᠡᠷ ᠊ᠤᠨ ᠡᠪᠦᠷ ᠲᠤ
ᠴᠢᠮᠠ᠊ᠢᠢ ᠪᠡᠨ ᠲᠡᠪᠡᠷᠢᠮᠡᠷ ᠯᠡ ᠪᠠ᠊ᠢᠢᠨᠠ
ᠰᠠ᠊ᠢᠢᠬᠠᠨ ᠬᠠ᠊ᠢᠢᠷᠠ ᠦᠯᠡᠳᠡᠯᠡ ᠊ᠳᠡ